sonin.mn
Ардчиллын анхдагчид Монголын Ардчилсан Холбооны ахмадууд, азай буурлууд та бүхэндээ XVII жарны "Үзэсгэлэн болгогч" хэмээх харагчин туулай жилийн сар шинийн мэндийг дэвшүүлье. 
Эртний түүхтэй, эрхэт төртэй монгол түмэн минь настан буурлаа дээдлэн, нялхас хойчдоо өв соёлоо таниулан туулай жилээ өнтэй сайхан угтаж байна. Та бүхэн минь дэлгэр сайхан шинэлээрэй. 
 
Цагаан сар бол монгол хүний хувьд урин хавартай золгосны баяр төдий бус ахмад буурлуудын ерөөл, сургаалыг сонсож, үгийн сайныг хэлэлцэж, ураг саднаараа уулзан мэнд мэдэж, ирж буй жилийнхээ өнгийг шинжин, үйлсээ төлөвлөдөг давхар давхар агуулгатай баяр билээ. 
 
Цэл залуу насаа ард түмэндээ ардчилал, хүний эрх, эрх чөлөө, шударга ёсыг авчрах, иргэнлэг төрийг бий болгохын төлөө зориулж, эдүгээ уламжлал, өв соёл, ирээдүй хойчоо гэх сэтгэлээ алдалгүй тээж, зүтгэж яваа Монгол Улсын баатар, Монголын Ардчилсан холбооны ахмад гишүүн Танд миний бие тусгайлан мэндчилгээ хүргүүлж байна.
Ардчилсан Монголын ахмадууд, азай буурлууд та бүхэн минь хотлоороо эрүүл саруул, элэг бүтэн амгалан байж, санасан хүсэл, зорьсон зорилго тань бүтэхийн ерөөлийг өргөн дэвшүүлье. 
 
Та бүхэн минь сар шинэдээ сайхан шинэлээрэй.   
 
 
Монгол Улсын тав дахь Ерөнхийлөгч, 
Монгол Улсын баатар МоАХ-ны дарга Х.Баттулга
 
 
ᠮᠡᠨᠳᠦᠴᠢᠯᠡᢉᠡ
ᠠᠷᠠᠳᠴᠢᠯᠠᠯ ᠤ᠋ᠨ ᠠᠩᠬᠠᠳᠠᠭᠴᠢ ᠳ᠋ᠤ ᠮᠣᠩᠭᠣᠯ ᠤ᠋ᠨ ᠠᠷᠠᠳᠴᠢᠯᠠᠭᠰᠠᠨ ᠬᠣᠯᠪᠤᠭᠠᠨ ᠤ᠋ ᠠᠬᠠᠮᠠᠳ ᠤ᠋ᠳ᠂ ᠠᠵᠠᠢ ᠪᠠᠭᠤᠷᠠᠯ ᠤ᠋ᠳ ᠲᠠ ᠪᠦᢈᠦᠨ ᠳ᠋ᠦ ᠪᠡᠨ XVII ᠵᠢᠷᠠᠨ ᠤ᠋ "ᠦᠵᠡᠰᢈᠦᠯᠡᠩ ᠪᠣᠯᠭᠠᠭᠴᠢ" ᢈᠡᠮᠡᢈᠦ ᠬᠠᠷᠠᠭᠴᠢᠨ ᠲᠠᠤᠯᠠᠢ ᠵᠢᠯ ᠦ᠋ᠨ ᠰᠠᠷ᠎ᠠ ᠰᠢᠨ᠎ᠡ ᠶ᠋ᠢᠨ ᠮᠡᠨᠳᠦ ᠶ᠋ᠢ ᠳᠡᠪᠰᠢᢉᠦᠯᠦᠶ᠎ᠡ᠃ 
ᠡᠷᠲᠡᠨ ᠦ᠋ ᠲᠡᠦᢈᠡ ᠲᠡᠢ᠂ ᠡᠷᢈᠡᠲᠦ ᠲᠥᠷᠦ ᠲᠡᠢ ᠮᠣᠩᠭᠣᠯ ᠲᠦᠮᠡᠨ ᠮᠢᠨᠢ ᠨᠠᠰᠤᠲᠠᠨ ᠪᠠᠭᠤᠷᠠᠯ ᠢ᠋ᠶᠠᠨ ᠳᠡᢉᠡᠳᠦᠯᠡᠨ᠂ ᠨᠢᠯᠬ᠎ᠠ ᠨᠤᠭᠤᠳ ᠬᠣᠶᠢᠴᠢᠳ ᠢ᠋ᠶᠠᠨ ᠥᠪ ᠰᠣᠶᠤᠯ ᠢ᠋ᠶᠠᠨ ᠲᠠᠨᠢᠭᠤᠯᠤᠨ ᠲᠠᠤᠯᠠᠢ ᠵᠢᠯ ᠢ᠋ᠶᠡᠨ ᠥᠩᠲᠡᠢ ᠰᠠᠶᠢᠬᠠᠨ ᠤᠭᠲᠤᠵᠤ ᠪᠠᠶᠢᠨ᠎ᠠ᠃ ᠲᠠ ᠪᠦᢈᠦᠨ ᠮᠢᠨᠢ ᠳᠡᠯᢉᠡᠷ ᠰᠠᠶᠢᠬᠠᠨ ᠰᠢᠨᠡᠯᠡᢉᠡᠷᠡᠢ᠃ 
ᠴᠠᠭᠠᠨ ᠰᠠᠷ᠎ᠠ ᠪᠣᠯ ᠮᠣᠩᠭᠣᠯ ᢈᠦᠮᠦᠨ ᠦ᠋ ᠬᠤᠪᠢ ᠳ᠋ᠤ ᠤᠷᠢᠨ ᠬᠠᠪᠤᠷᠲᠠᠢ ᠵᠣᠯᠭᠠᠭᠰᠠᠨ ᠤ᠋ ᠪᠠᠶᠠᠷ ᠲᠡᠳᠦᠢ ᠪᠤᠰᠤ ᠠᠬᠠᠮᠠᠳ ᠪᠠᠭᠤᠷᠠᠯ ᠤ᠋ᠳ ᠤ᠋ᠨ ᠢᠷᠦᢉᠡᠯ᠂ ᠰᠤᠷᠭᠠᠯ ᠢ᠋ ᠰᠣᠨᠤᠰᠴᠤ᠂ ᠦᢉᠡ ᠶ᠋ᠢᠨ ᠰᠠᠶᠢᠨ ᠢ᠋ ᢈᠡᠯᠡᠯᠴᠡᠵᠦ᠂ ᠤᠷᠤᠭ ᠰᠠᠳᠤᠨ ᠢ᠋ᠶᠠᠷ ᠢ᠋ᠶᠠᠨ ᠠᠭᠤᠯᠵᠠᠨ ᠮᠡᠨᠳᠦ ᠮᠡᠳᠡᠵᠦ᠂ ᠢᠷᠡᠵᠦ ᠪᠤᠢ ᠵᠢᠯ ᠦ᠋ᠨ ᠢ᠋ᠶᠡᠨ ᠥᠩᢉᠡ ᠶ᠋ᠢ ᠰᠢᠨᠵᠢᠨ᠂ ᠦᠶᠢᠯᠡᠰ ᠢ᠋ᠶᠡᠨ ᠲᠥᠯᠦᠪᠯᠡᠳᠡᢉ ᠳᠠᠪᠬᠤᠷ ᠳᠠᠪᠬᠤᠷ ᠠᠭᠤᠯᠭ᠎ᠠ ᠲᠠᠢ ᠪᠠᠶᠠᠷ ᠪᠢᠯᠡ᠃ 
ᠴᠡᠯ ᠵᠠᠯᠠᠭᠤ ᠨᠠᠰᠤ ᠪᠠᠨ ᠠᠷᠠᠳ ᠲᠦᠮᠡᠨ ᠳ᠋ᠦ ᠪᠡᠨ ᠠᠷᠠᠳᠴᠢᠯᠠᠯ᠂ ᢈᠦᠮᠦᠨ ᠦ᠋ ᠡᠷᢈᠡ᠂ ᠡᠷᢈᠡ ᠴᠢᠯᠦᢉᠡ᠂ ᠰᠢᠳᠤᠷᠭᠤ ᠶᠣᠰᠤ ᠶ᠋ᠢ ᠠᠪᠴᠢᠷᠠᠬᠤ᠂ ᠢᠷᢉᠡᠨᠯᠢᢉ ᠲᠥᠷᠦ ᠶ᠋ᠢ ᠪᠤᠢ ᠪᠣᠯᠭᠠᠬᠤ ᠶ᠋ᠢᠨ ᠲᠥᠯᠦᢉᠡ ᠵᠣᠷᠢᠭᠤᠯᠵᠤ᠂ ᠡᠳᠦᢉᠡ ᠤᠯᠠᠮᠵᠢᠯᠠᠯ᠂ ᠥᠪ ᠰᠣᠶᠤᠯ᠂ ᠢᠷᠡᢉᠡᠳᠦᠢ ᠬᠣᠶᠢᠴᠢ ᠪᠠᠨ ᢉᠡᢈᠦ ᠰᠡᠳᢈᠢᠯ ᠢ᠋ᠶᠡᠨ ᠠᠯᠳᠠᠯ ᠦ᠋ᢉᠡᠢ ᠲᠡᢉᠡᢉᠡᠵᠦ᠂ ᠵᠢᠳᢈᠦᠵᠦ ᠶᠠᠪᠤᠭ᠎ᠠ ᠮᠣᠩᠭᠣᠯ ᠤᠯᠤᠰ ᠤ᠋ᠨ ᠪᠠᠭᠠᠲᠤᠷ᠂ ᠮᠣᠩᠭᠣᠯ ᠤ᠋ᠨ ᠠᠷᠠᠳᠴᠢᠯᠠᠭᠰᠠᠨ ᠬᠣᠯᠪᠤᠭᠠᠨ ᠤ᠋ ᠠᠬᠠᠮᠠᠳ ᢉᠡᠰᠢᢉᠦᠨ ᠲᠠᠨ ᠳ᠋ᠤ ᠮᠢᠨᠤ ᠪᠡᠶ᠎ᠡ ᠲᠤᠰᠬᠠᠶᠢᠯᠠᠨ ᠮᠡᠨᠳᠦᠴᠢᠯᠡᢉᠡ ᢈᠦᠷᢈᠡᢉᠦᠯᠵᠦ ᠪᠠᠶᠢᠨ᠎ᠠ᠃
ᠠᠷᠠᠳᠴᠢᠯᠠᠭᠰᠠᠨ ᠮᠣᠩᠭᠣᠯ ᠤ᠋ᠨ ᠠᠬᠠᠮᠠᠳ ᠤ᠋ᠳ᠂ ᠠᠵᠠᠢ ᠪᠠᠭᠤᠷᠠᠯ ᠤ᠋ᠳ ᠲᠠ ᠪᠦᢈᠦᠨ ᠮᠢᠨᠢ ᠬᠣᠲᠠᠯᠠ ᠪᠠᠷ ᠢ᠋ᠶᠠᠨ ᠡᠷᠡᢉᠦᠯ ᠰᠠᠷᠠᠭᠤᠯ᠂ ᠡᠯᠢᢉᠡ ᠪᠦᠲᠦᠨ ᠠᠮᠤᠭᠤᠯᠠᠩ ᠪᠠᠶᠢᠵᠤ᠂ ᠰᠠᠨᠠᠭᠰᠠᠨ ᢈᠦᠰᠡᠯ᠂ ᠵᠣᠷᠢᠭᠰᠠᠨ ᠵᠣᠷᠢᠯᠭ᠎ᠠ ᠲᠠᠨᠢ ᠪᠦᠲᠦᢈᠦ ᠶ᠋ᠢᠨ ᠢᠷᠦᢉᠡᠯ ᠢ᠋ ᠥᠷᢉᠡᠨ ᠳᠡᠪᠰᠢᢉᠦᠯᠦᠶ᠎ᠡ᠃ 
ᠲᠠ ᠪᠦᢈᠦᠨ ᠮᠢᠨᠢ ᠰᠠᠷ᠎ᠠ ᠰᠢᠨ᠎ᠡ ᠳ᠋ᠦ ᠪᠡᠨ ᠰᠠᠶᠢᠬᠠᠨ ᠰᠢᠨᠡᠯᠡᢉᠡᠷᠡᠢ᠃  
ᠮᠣᠩᠭᠣᠯ ᠤᠯᠤᠰ ᠤ᠋ᠨ ᠲᠠᠪᠤ ᠳ᠋ᠠᢈᠢ ᠶᠡᠷᠦᠩᢈᠡᠶᠢᠯᠡᢉᠴᠢ᠂ 
ᠮᠣᠩᠭᠤᠯ ᠤᠯᠤᠰ ᠤ᠋ᠨ ᠪᠠᠭᠠᠲᠤᠷ ᠮᠣᠭᠠᠬᠠᠨ ᠤ᠋ ᠳᠠᠷᠤᠭ ᠠ᠋ ᢈᠥ᠋᠃ᠪᠠᠲᠤᠲᠤᠯᠭ᠎ᠠ